《男人》歌词

歌手:甘迪嘎夫

作词 : 毛依罕
作曲 : 好来宝
ᠬᠣᠯᠪᠣᠨ ᠡᠯᠭᠦᠨ ᠬᠡᠯᠡᠬᠦ ᠦᠭᠡᠢ ᠪᠣᠯ
ᠬᠣᠯᠪᠣᠭ᠎ᠠ ᠶᠠᠭᠠᠬᠢᠵᠤ ᠡᠭᠦᠰᠤᠨ᠎ᠠ ᠳ᠋ᠡ
ᠡᠯᠭᠦᠨ ᠬᠢᠯᠭᠡᠨ ᠬᠡᠯᠡᠬᠦ ᠦᠭᠡᠢ ᠪᠣᠯ
ᠦᠯᠢᠭᠡᠷ ᠶᠠᠭᠠᠬᠢᠵᠤ ᠡᠭᠦᠰᠤᠨ᠎ᠠ ᠳ᠋ᠠ
ᠪᠤᠵᠠᠷ  ᠦᠨᠦᠷ ᠳᠠᠷᠤᠬᠤ ᠦᠭᠡᠢ ᠪᠣᠯ
ᠰᠠᠩ  ᠰᠠᠢᠨ ᠨᠢ ᠭᠠᠷᠬᠤ ᠦᠭᠡᠢ ᠶᠤᠮ
ᠦᠮᠡᠬᠡᠢ ᠦᠨᠦᠷ ᠢ ᠳᠠᠷᠤᠬᠤ ᠦᠭᠡᠢ ᠪᠣᠯ
ᠤᠳᠤᠯᠭ᠎ᠠ   ᠰᠠᠢᠨ ᠨᠢ ᠭᠠᠷᠬᠤ ᠦᠭᠡᠢ
ᠪᠤᠷᠤᠩᠬᠤᠢ ᠢᠨ ᠰᠦᠷ   ᠦᠭᠡᠢ ᠪᠣᠯ
ᠨᠣᠶᠠᠨ   ᠰᠠᠢᠨ ᠨᠢ ᠭᠠᠷᠬᠤ ᠦᠭᠡᠢ ᠶᠤᠮ
ᠪᠠᠯᠠᠮᠠᠳ   ᠬᠦᠴᠦ    ᠳᠠᠷᠤᠬᠤ ᠦᠭᠡᠢ ᠪᠣᠯ
ᠪᠠᠭᠠᠲᠤᠷ  ᠰᠠᠢᠨ ᠨᠢ ᠭᠠᠷᠬᠤ ᠶᠤᠮ
ᠡᠵᠡᠷᠬᠡᠭ  ᠰᠦᠷ  ᠳᠠᠷᠤᠬᠤ ᠦᠭᠡᠢ ᠪᠣᠯ
ᠡᠷ᠎ᠡ  ᠰᠠᠢᠨ ᠨᠢ ᠭᠠᠷᠬᠤ ᠦᠭᠡᠢ ᠶᠤᠮ
ᠦᠯᠡᠨ ᠵᠢᠳᠡᠭᠦᠷ ᠢ ᠲᠠᠷᠠᠬᠤ ᠦᠭᠡᠢ ᠪᠣᠯ
ᠤᠪᠠᠳᠢᠰ   ᠰᠠᠢᠨ ᠨᠢ ᠭᠠᠷᠬᠤ ᠦᠭᠡᠢ ᠶᠤᠮ
ᠠᠵᠢᠨᠢ ᠬᠥᠯᠥᠭ ᠮᠣᠷᠢ ᠴᠢᠨᠢ
ᠠᠳᠤᠭᠤ ᠪᠣᠯᠭᠣᠨ  ᠪᠠᠢᠨᠤ ᠳ᠋ᠠ
ᠠᠰᠪᠤᠷ ᠵᠠᠩ  ᠡᠷ᠎ᠡ ᠬᠥᠮᠥᠨ ᠴᠢᠨᠢ
ᠠᠢᠯ ᠪᠣᠯᠭᠣᠨ  ᠪᠠᠢᠨᠤ ᠳ᠋ᠠ
ᠰᠦᠯᠳᠡ ᠰᠢᠷᠭ᠎ᠠ ᠮᠣᠷᠢ ᠴᠢᠨᠢ
ᠰᠦᠷᠦᠭ ᠪᠣᠯᠭᠣᠨ ᠳ᠋ᠦ ᠪᠠᠢᠨᠤ ᠳ᠋ᠠ
ᠰᠦᠰᠤ ᠵᠣᠷᠢᠭ ᠲᠢ ᠡᠷ᠎ᠡ ᠬᠥᠮᠥᠨ ᠴᠢᠨᠢ
ᠴᠤᠭᠯᠠᠭᠰᠠᠨ ᠪᠤᠯᠤᠭᠠᠨ ᠪᠠᠢᠨᠤ ᠳ᠋ᠠ
ᠡᠮᠡᠭᠡᠯ  ᠣᠯᠥᠩ ᠰᠠᠢᠨ ᠪᠣᠯ
ᠡᠮᠨᠢᠭ ᠮᠣᠷᠢ ᠡᠴᠡ ᠠᠶᠤᠬᠤ ᠦᠭᠡᠢ
ᠡᠷ᠎ᠡ ᠬᠥᠮᠥᠨ ᠵᠣᠷᠢᠭ ᠲᠢ ᠪᠣᠯ
ᠡᠵᠡᠷᠬᠡᠭ ᠭᠠᠢᠬᠠᠯ  ᠠᠶᠤᠬᠤ ᠦᠭᠡᠢ
ᠬᠠᠵᠢᠷ ᠢᠨ ᠠᠮᠠᠭᠠᠢ ᠰᠠᠢᠨ ᠪᠣᠯ
ᠬᠠᠳᠤ ᠮᠣᠷᠢ ᠡᠴᠡ ᠠᠶᠤᠬᠤ ᠦᠭᠡᠢ
ᠬᠠᠷ᠎ᠠ ᠵᠣᠷᠢᠭ ᠲᠢ ᠡᠷ᠎ᠠ ᠬᠥᠮᠥᠨ ᠪᠣᠯ
ᠬᠠᠷᠭᠢᠰ ᠲᠠᠷᠯᠠᠯ  ᠡᠴᠡ ᠠᠶᠤᠬᠤ ᠦᠭᠡᠢ
ᠬᠠᠵᠢᠷ ᠢᠨ ᠠᠮᠠᠭᠠᠢ ᠰᠠᠢᠨ ᠪᠣᠯ
ᠬᠠᠳᠤ ᠮᠣᠷᠢ ᠡᠴᠡ ᠠᠶᠤᠬᠤ ᠦᠭᠡᠢ
ᠬᠠᠷ᠎ᠠ ᠵᠣᠷᠢᠭ ᠲᠢ ᠡᠷ᠎ᠠ ᠬᠥᠮᠥᠨ ᠪᠣᠯ
ᠬᠠᠷᠭᠢᠰ ᠲᠠᠷᠯᠠᠯ  ᠡᠴᠡ ᠠᠶᠤᠬᠤ ᠦᠭᠡᠢ

以上歌词来源于网络,歌词版权归属原作者,本站仅做分享。

去《百度音乐》听此歌曲:《男人》

上一首歌词:与作

下一首歌词:在水一方

甘迪嘎夫的其它歌曲歌词:

前行